IP ᠮᠡᠳᠡᠯᠭᠡ
ᠵᠣᠬᠢᠶᠠᠯ ᠪᠦᠲᠦᠭᠡᠯ ᠦᠨ ᠡᠷᠬᠡ ᠳᠦ ᠬᠠᠯᠳᠠᠭᠰᠠᠨ ᠦᠢᠯᠡ ᠠᠵᠢᠯᠯᠠᠭ᠎ᠠ ᠳ᠋ᠤ ᠶᠠᠭᠤ ᠶᠠᠭᠤ ᠪᠠᠶᠢᠳᠠᠭ ᠪᠤᠢ︖
2019.01.09 ᠲᠣᠰ ᠥᠷᠲᠡᠭᠡᠨ ᠦ ᠨᠠᠢᠷᠠᠭᠤᠯᠤᠭᠴᠢ

( ᠨᠢᠭᠡ ) ᠵᠣᠬᠢᠶᠠᠯ ᠪᠦᠲᠦᠭᠡᠯ ᠦᠨ ᠡᠷᠬᠡᠲᠡᠨ ᠦ ᠵᠥᠪᠰᠢᠶᠡᠷᠡᠯ ᠢ ᠣᠯᠤᠭᠰᠠᠨ ᠦᠭᠡᠢ ᠪᠡᠷ ᠪᠦᠲᠦᠭᠡᠯ ᠢ ᠨᠢ ᠨᠡᠶᠢᠲᠡᠯᠡᠭᠰᠡᠨ᠃

( ᠬᠣᠶᠠᠷ ) ᠵᠣᠬᠢᠶᠠᠭᠴᠢ ᠶᠢᠨ ᠵᠥᠪᠰᠢᠶᠡᠷᠡᠯ ᠢ ᠣᠯᠤᠭᠰᠠᠨ ᠦᠭᠡᠢ ᠪᠡᠷ ᠪᠤᠰᠤᠳ ᠲᠠᠶ ᠬᠠᠮᠲᠤᠷᠠᠵᠤ ᠵᠣᠬᠢᠶᠠᠨ ᠪᠦᠲᠦᠭᠡᠭᠰᠡᠨ ᠪᠦᠲᠦᠭᠡᠯ ᠢ ᠭᠠᠭᠴᠠᠭᠠᠷ ᠢᠶᠠᠨ ᠵᠣᠬᠢᠶᠠᠨ ᠪᠦᠲᠦᠭᠡᠭᠰᠡᠨ ᠪᠦᠲᠦᠭᠡᠯ ᠪᠣᠯᠭᠠᠨ ᠨᠡᠶᠢᠲᠡᠯᠡᠭᠰᠡᠨ ᠃

( ᠭᠤᠷᠪᠠ ) ᠵᠣᠬᠢᠶᠠᠨ ᠪᠦᠲᠦᠭᠡᠬᠦ ᠳᠦ ᠣᠷᠣᠯᠴᠠᠭᠰᠠᠨ ᠦᠭᠡᠢ ᠪᠠᠶᠢᠭᠠᠳ ᠬᠤᠪᠢᠨ ᠤ ᠨᠡᠷ᠎ᠡ ᠠᠰᠢᠭ ᠤᠨ ᠲᠥᠯᠥᠭᠡ ᠪᠤᠰᠤᠳ  ᠤᠨ ᠪᠦᠲᠦᠭᠡᠯ ᠳᠡᠭᠡᠷ᠎ᠡ ᠨᠡᠷ᠎ᠡ ᠪᠡᠨ ᠲᠠᠯᠪᠢᠭᠰᠠᠨ ᠃

(ᠳᠥᠷᠪᠡ) ᠪᠤᠰᠤᠳ  ᠤᠨ ᠵᠣᠬᠢᠶᠠᠯ ᠪᠦᠲᠦᠭᠡᠯ  ᠢ᠋ ᠭᠠᠵᠢᠭᠤᠳᠠᠭᠤᠯᠵᠤ᠂ ᠥᠭᠡᠷᠡᠲᠦᠭᠦᠯᠦᠭᠰᠡᠨ ᠃

( ᠲᠠᠪᠤ ) ᠪᠤᠰᠤᠳ ᠤᠨ ᠪᠦᠲᠦᠭᠡᠯ ᠢ ᠬᠤᠯᠠᠭᠠᠶᠢᠯᠠᠭᠰᠠᠨ᠃

( ᠵᠢᠷᠭᠤᠭ᠎ᠠ ) ᠵᠣᠬᠢᠶᠠᠯ ᠪᠦᠲᠦᠭᠡᠯ ᠦᠨ ᠡᠷᠬᠡᠲᠦ ᠬᠥᠮᠦᠨ ᠦ ᠵᠥᠪᠰᠢᠶᠡᠷᠡᠯ  ᠢ ᠣᠯᠤᠭᠰᠠᠨ ᠦᠭᠡᠢ ᠪᠡᠷ ᠦᠵᠡᠭᠦᠯᠦᠯᠭᠡ ᠭᠠᠷᠭᠠᠬᠤ ᠂ ᠺᠢᠨᠣ᠋ ᠰᠡᠭᠦᠳᠡᠷᠯᠡᠨ ᠦᠢᠯᠡᠳᠬᠦ ᠪᠠ ᠺᠢᠨᠣ᠋ ᠰᠡᠭᠦᠳᠡᠷᠯᠡᠨ ᠦᠢᠯᠡᠳᠬᠦ ᠲᠡᠶ ᠠᠳᠠᠯᠢᠪᠲᠤᠷ ᠠᠷᠭ᠎ᠠ ᠪᠠᠷ ᠪᠦᠲᠦᠭᠡᠯ  ᠢ ᠬᠡᠷᠡᠭᠯᠡᠭᠰᠡᠨ ᠪᠤᠶᠤ ᠥᠭᠡᠷᠡᠴᠢᠯᠡᠨ ᠨᠠᠶᠢᠷᠠᠭᠤᠯᠬᠤ ᠂  ᠣᠷᠴᠢᠭᠤᠯᠵᠤ᠂ ᠲᠠᠶᠢᠯᠪᠤᠷᠢ ᠬᠢᠬᠦ ᠵᠡᠷᠭᠡ ᠠᠷᠭ᠎ᠠ ᠬᠡᠯᠪᠡᠷᠢ ᠪᠡᠷ ᠪᠦᠲᠦᠭᠡᠯ ᠢ ᠨᠢ ᠬᠡᠷᠡᠭᠯᠡᠭᠰᠡᠨ ᠂ 《 ᠵᠣᠬᠢᠶᠠᠯ ᠪᠦᠲᠦᠭᠡᠯ ᠦᠨ ᠡᠷᠬᠡ ᠶᠢᠨ ᠬᠠᠤᠯᠢ 》  ᠳᠤ ᠠᠰᠲᠠᠭᠠᠨ ᠲᠣᠭᠲᠠᠭᠠᠯ ᠲᠠᠶ ᠨᠢ ᠡᠭᠦᠨ ᠳᠦ ᠪᠠᠭᠲᠠᠬᠤ ᠦᠭᠡᠢ᠃

( ᠲᠤᠯᠦᠭ᠎ᠠ ) ᠪᠤᠰᠤᠳ  ᠤᠨ ᠪᠦᠲᠦᠭᠡᠯ  ᠢ ᠬᠡᠷᠡᠭᠯᠡᠭᠡᠳ ᠬᠠᠷᠠᠮᠵᠢ ᠣᠯᠭᠣᠬᠤ ᠶᠣᠰᠣᠲᠠᠶ ᠪᠠᠶᠢᠲᠠᠯ᠎ᠠ ᠣᠯᠭᠣᠭᠰᠠᠨ  ᠦᠭᠡᠢ  ᠃

( ᠨᠠᠶᠮᠠ )  ᠺᠢᠨᠣ᠋ ᠶᠢᠨ ᠪᠦᠲᠦᠭᠡᠯ ᠪᠣᠯᠤᠨ  ᠺᠢᠨᠣ᠋ ᠰᠡᠭᠦᠳᠡᠷᠯᠡᠬᠦ ᠲᠡᠶ ᠠᠳᠠᠯᠢᠪᠲᠤᠷ ᠠᠷᠭ᠎ᠠ ᠪᠠᠷ ᠵᠣᠬᠢᠶᠠᠨ ᠪᠦᠲᠦᠭᠡᠭᠰᠡᠨ ᠪᠦᠲᠦᠭᠡᠯ ᠂ ᠺᠣᠮᠫᠢᠦ᠋ᠲ᠋ᠧᠷ ᠦᠨ ᠵᠥᠭᠡᠯᠡᠨ ᠲᠣᠨᠤᠭ᠂ ᠲᠡᠭᠤ ᠳᠦᠷᠰᠦ ᠰᠢᠩᠭᠡᠭᠡᠯᠲᠡ ᠶᠢᠨ ᠪᠦᠲᠦᠭᠡᠭᠳᠡᠬᠦᠨ ᠦ ᠵᠣᠬᠢᠶᠠᠯ ᠪᠦᠲᠦᠭᠡᠯ ᠦᠨ ᠡᠷᠬᠡᠲᠦ ᠬᠥᠮᠦᠨ ᠪᠤᠶᠤ ᠵᠣᠬᠢᠶᠠᠯ ᠪᠦᠲᠦᠭᠡᠯ ᠦᠨ ᠡᠷᠬᠡ ᠳᠦ ᠬᠣᠯᠪᠣᠭᠳᠠᠬᠤ ᠡᠷᠬᠡᠲᠦ ᠬᠥᠮᠦᠨ ᠦ ᠵᠥᠪᠰᠢᠶᠡᠷᠡᠯ  ᠦᠭᠡᠢ ᠪᠡᠷ ᠲᠡᠭᠦᠨ ᠦ ᠪᠦᠲᠦᠭᠡᠯ ᠪᠤᠶᠤ ᠲᠡᠭᠤ ᠳᠦᠷᠰᠦ ᠰᠢᠩᠭᠡᠭᠡᠯᠲᠡ ᠶᠢᠨ ᠪᠦᠲᠦᠭᠡᠭᠳᠡᠬᠦᠨ ᠢ᠋ ᠳᠦᠷᠢᠶᠡᠰᠦᠯᠡᠬᠦ ᠂ 《 ᠵᠣᠬᠢᠶᠠᠯ ᠪᠦᠲᠦᠭᠡᠯ ᠦᠨ ᠡᠷᠬᠡ ᠶᠢᠨ ᠬᠠᠤᠯᠢ 》  ᠳᠤ ᠠᠰᠲᠠᠭᠠᠨ ᠲᠣᠭᠲᠠᠭᠠᠯ ᠲᠠᠶ ᠨᠢ ᠡᠭᠦᠨ ᠳᠦ ᠪᠠᠭᠲᠠᠬᠤ ᠦᠭᠡᠢ ᠃

( ᠶᠢᠰᠦ ) ᠬᠡᠪᠯᠡᠭᠴᠢ ᠶᠢᠨ ᠵᠥᠪᠰᠢᠶᠡᠷᠡᠯ ᠦᠭᠡᠢ ᠪᠡᠷ ᠲᠡᠭᠦᠨ ᠦ ᠬᠡᠪᠯᠡᠭᠰᠡᠨ ᠨᠣᠮ ᠪᠢᠴᠢᠭ ᠂ ᠬᠤᠭᠤᠴᠠᠭᠠᠲᠤ ᠰᠡᠳᠬᠦᠯ ᠦᠨ  ᠪᠡᠷ ᠬᠡᠪᠯᠡᠯ ᠦᠨ ᠵᠠᠭᠪᠤᠷ ᠵᠢᠷᠤᠭ ᠢ ᠬᠡᠷᠡᠭᠯᠡᠭᠰᠡᠨ ᠃

( ᠠᠷᠪᠠ ) ᠲᠣᠭᠯᠠᠭᠴᠢ ᠶᠢᠨ ᠵᠥᠪᠰᠢᠶᠡᠷᠡᠯ  ᠦᠭᠡᠢ ᠪᠡᠷ ᠲᠡᠭᠦᠨ ᠦ ᠲᠤᠬᠠᠶ ᠶᠢᠨ ᠭᠠᠵᠠᠷ  ᠤᠨ ᠲᠣᠭᠯᠠᠯᠲᠠ ᠶᠢ ᠲᠤᠬᠠᠶ ᠶᠢᠨ ᠭᠠᠵᠠᠷ ᠠᠴᠠ ᠰᠢᠭᠤᠳ ᠨᠡᠪᠲᠡᠷᠡᠭᠦᠯᠦᠭᠰᠡᠨ ᠪᠤᠶᠤ ᠢᠯᠠ ᠪᠡᠷ ᠤᠯᠠᠮᠵᠢᠯᠠᠨ ᠳᠠᠮᠵᠢᠭᠤᠯᠤᠭᠰᠠᠨ ᠂ ᠡᠰᠡᠬᠦᠯ᠎ᠡ ᠲᠡᠭᠦᠨ ᠦ ᠲᠣᠭᠯᠠᠯᠲᠠ ᠶᠢ ᠰᠢᠩᠭᠡᠭᠡᠵᠦ ᠠᠪᠤᠭᠰᠠᠨ ᠃

( ᠠᠷᠪᠠᠨ ᠨᠢᠭᠡ ) ᠵᠣᠬᠢᠶᠠᠯ ᠪᠦᠲᠦᠭᠡᠯ ᠦᠨ ᠡᠷᠬᠡᠲᠦ ᠬᠥᠮᠦᠨ ᠦ ᠵᠥᠪᠰᠢᠶᠡᠷᠡᠯ  ᠦᠭᠡᠢ ᠪᠡᠷ ᠪᠦᠲᠦᠭᠡᠯ ᠢ᠋ ᠨᠢ ᠪᠠᠭᠤᠯᠭᠠᠬᠤ᠂ᠲᠠᠷᠬᠠᠭᠠᠬᠤ ᠂ ᠲᠣᠭᠯᠠᠬᠤ ᠂ᠺᠢᠨᠣ᠋ ᠭᠠᠷᠭᠠᠬᠤ ᠂ ᠷᠠᠳᠢᠣ᠋ ᠪᠡᠷ ᠨᠡᠪᠲᠡᠷᠡᠭᠦᠯᠭᠡ᠂ ᠡᠮᠬᠢᠳᠭᠡᠨ ᠨᠠᠢᠷᠠᠭᠤᠯᠵᠤ᠂ ᠮᠡᠳᠡᠭᠡ ᠵᠠᠩᠭᠢ ᠶᠢᠨ ᠲᠣᠣᠷ ᠰᠦᠯᠵᠢᠶ᠎ᠡ ᠪᠡᠷ ᠤᠯᠡᠠ ᠨᠡᠶᠢᠲᠡ ᠳᠦ ᠤᠯᠠᠮᠵᠢᠯᠠᠨ ᠲᠠᠷᠬᠠᠭᠠᠭᠰᠠᠨ《 ᠵᠣᠬᠢᠶᠠᠯ ᠪᠦᠲᠦᠭᠡᠯ ᠦᠨ ᠡᠷᠬᠡ ᠶᠢᠨ ᠬᠠᠤᠯᠢ 》  ᠳᠤ ᠠᠰᠲᠠᠭᠠᠨ ᠲᠣᠭᠲᠠᠭᠠᠯ ᠲᠠᠶ ᠨᠢ ᠡᠭᠦᠨ ᠳᠦ ᠪᠠᠭᠲᠠᠬᠤ  ᠦᠭᠡᠢ ᠃

( ᠠᠷᠪᠠᠨ ᠬᠣᠶᠠᠷ ) ᠪᠤᠰᠤᠳ ᠤᠨ ᠲᠤᠰᠬᠠᠶ ᠡᠵᠡᠮᠰᠢᠯᠳᠦ ᠬᠡᠪᠯᠡᠯ ᠦᠨ ᠡᠷᠬᠡ ᠪᠦᠬᠦᠢ ᠨᠣᠮ ᠪᠢᠴᠢᠭ ᠢ ᠬᠡᠪᠯᠡᠭᠦᠯᠦᠭᠰᠡᠨ᠃

( ᠠᠷᠪᠠᠨ ᠭᠤᠷᠪᠠ) ᠲᠣᠭᠯᠠᠭᠴᠢ ᠶᠢᠨ ᠵᠥᠪᠰᠢᠶᠡᠷᠡᠯ  ᠦᠭᠡᠢ ᠪᠡᠷ ᠲᠣᠭᠯᠠᠭᠰᠠᠨ ᠲᠡᠭᠤ ᠳᠦᠷᠰᠦ ᠢ᠋ᠢᠨ ᠰᠢᠩᠭᠡᠭᠡᠯᠲᠡ ᠶᠢᠨ ᠪᠦᠲᠦᠭᠡᠭᠳᠡᠬᠦᠨ ᠢ᠋ ᠨᠢ ᠪᠠᠭᠤᠯᠭᠠᠵᠤ ᠲᠠᠷᠬᠠᠭᠠᠭᠰᠠᠨ᠂ᠡᠰᠡᠭᠦᠯ᠎ᠡ ᠲᠣᠭᠯᠠᠯᠲᠠ ᠶᠢ ᠨᠢ ᠮᠡᠳᠡᠭᠡ ᠵᠠᠩᠭᠢ ᠶᠢᠨ ᠲᠣᠣᠷ ᠰᠦᠯᠵᠢᠶ᠎ᠡ ᠪᠡᠷ ᠤᠯᠡᠠ ᠨᠡᠶᠢᠲᠡ ᠳᠦ  ᠤᠯᠠᠮᠵᠢᠯᠠᠭᠰᠠᠨ ᠂ 《 ᠵᠣᠬᠢᠶᠠᠯ ᠪᠦᠲᠦᠭᠡᠯ ᠦᠨ ᠡᠷᠬᠡ ᠶᠢᠨ ᠬᠠᠤᠯᠢ 》  ᠳᠤ ᠠᠰᠲᠠᠭᠠᠨ ᠲᠣᠭᠲᠠᠭᠠᠯ ᠲᠠᠶ ᠨᠢ ᠡᠭᠦᠨ ᠳᠦ ᠪᠠᠭᠲᠠᠬᠤ  ᠦᠭᠡᠢ  ᠃

( ᠠᠷᠪᠠᠨ  ᠳᠥᠷᠪᠡ) ᠲᠡᠭᠤ ᠳᠦᠷᠰᠦ ᠰᠢᠩᠭᠡᠭᠡᠯᠲᠡ ᠶᠢᠨ ᠦᠢᠯᠡᠳᠦᠭᠴᠢ ᠶᠢᠨ ᠵᠥᠪᠰᠢᠶᠡᠷᠡᠯ  ᠦᠭᠡᠢ  ᠪᠡᠷ ᠲᠡᠭᠤ ᠳᠦᠷᠰᠦ ᠢ᠋ᠢᠨ ᠰᠢᠩᠭᠡᠭᠡᠯᠲᠡ ᠶᠢᠨ ᠪᠦᠲᠦᠭᠡᠭᠳᠡᠬᠦᠨ ᠢ᠋ ᠨᠢ ᠪᠠᠭᠤᠯᠭᠠᠨ ᠲᠠᠷᠬᠠᠭᠠᠵᠤ ᠂ᠮᠡᠳᠡᠭᠡ ᠵᠠᠩᠭᠢ ᠶᠢᠨ ᠲᠣᠣᠷ ᠰᠦᠯᠵᠢᠶ᠎ᠡ ᠪᠡᠷ ᠤᠯᠡᠠ ᠨᠡᠶᠢᠲᠡ ᠳᠦ  ᠤᠯᠠᠮᠵᠢᠯᠠᠭᠰᠠᠨ᠂ 《 ᠵᠣᠬᠢᠶᠠᠯ ᠪᠦᠲᠦᠭᠡᠯ ᠦᠨ ᠡᠷᠬᠡ ᠶᠢᠨ ᠬᠠᠤᠯᠢ 》  ᠳᠤ ᠠᠰᠲᠠᠭᠠᠨ ᠲᠣᠭᠲᠠᠭᠠᠯ ᠲᠠᠶ ᠨᠢ ᠡᠭᠦᠨ ᠳᠦ ᠪᠠᠭᠲᠠᠬᠤ  ᠦᠭᠡᠢ ᠃

( ᠠᠷᠪᠠᠨ ᠲᠠᠪᠤ ) ᠵᠥᠪᠰᠢᠶᠡᠷᠡᠯ  ᠦᠭᠡᠢ ᠪᠡᠷ ᠷᠠᠳᠢᠣ᠋ ᠨᠡᠪᠲᠡᠷᠡᠭᠦᠯᠭᠡ ᠂ ᠲᠡᠸᠯᠸᠢᠰ ᠢ᠋ ᠪᠠᠭᠤᠯᠭᠠᠨ ᠠᠪᠤᠭᠰᠠᠨ ᠪᠤᠶᠤ  ᠨᠡᠪᠲᠡᠷᠡᠭᠦᠯᠦᠭᠰᠡᠨ᠂ 《 ᠵᠣᠬᠢᠶᠠᠯ ᠪᠦᠲᠦᠭᠡᠯ ᠦᠨ ᠡᠷᠬᠡ ᠶᠢᠨ ᠬᠠᠤᠯᠢ 》  ᠳᠤ ᠠᠰᠲᠠᠭᠠᠨ ᠲᠣᠭᠲᠠᠭᠠᠯ ᠲᠠᠶ ᠨᠢ ᠡᠭᠦᠨ ᠳᠦ ᠪᠠᠭᠲᠠᠬᠤ  ᠦᠭᠡᠢ ᠃

( ᠠᠷᠪᠠᠨ ᠵᠢᠷᠭᠤᠭ᠎ᠠ) ᠵᠣᠬᠢᠶᠠᠯ ᠪᠦᠲᠦᠭᠡᠯ ᠦᠨ ᠡᠷᠬᠡᠲᠦ ᠬᠥᠮᠦᠨ ᠪᠤᠶᠤ ᠵᠣᠬᠢᠶᠠᠯ ᠪᠦᠲᠦᠭᠡᠯ ᠦᠨ ᠡᠷᠬᠡ ᠳᠦ ᠬᠣᠯᠪᠣᠭᠳᠠᠬᠤ ᠡᠷᠬᠡᠲᠦ ᠬᠥᠮᠦᠨ ᠦ ᠵᠥᠪᠰᠢᠶᠡᠷᠡᠯ  ᠦᠭᠡᠢ ᠪᠡᠷ  ᠡᠷᠬᠡᠲᠦ ᠬᠥᠮᠦᠨ ᠦ ᠥᠪᠡᠷ ᠦᠨ ᠪᠦᠲᠦᠭᠡᠯ ᠂ ᠲᠡᠭᠤ ᠳᠦᠷᠰᠦ ᠰᠢᠩᠭᠡᠭᠡᠯᠲᠡ ᠶᠢᠨ ᠪᠦᠲᠦᠭᠡᠭᠳᠡᠬᠦᠨ ᠵᠡᠷᠭᠡ  ᠳ᠋ᠤ  ᠪᠠᠨ ᠠᠪᠤᠭᠰᠠᠨ ᠵᠣᠬᠢᠶᠠᠯ ᠪᠦᠲᠦᠭᠡᠯ ᠦᠨ ᠡᠷᠬᠡ ᠪᠤᠶᠤ ᠵᠣᠬᠢᠶᠠᠯ ᠪᠦᠲᠦᠭᠡᠯ ᠦᠨ ᠡᠷᠬᠡ ᠳᠦ ᠬᠣᠯᠪᠣᠭᠳᠠᠬᠤ ᠡᠷᠬᠡ ᠶᠢ ᠬᠠᠮᠠᠭᠠᠯᠠᠬᠤ ᠲᠧᠭᠨᠢᠭ ᠮᠡᠷᠭᠡᠵᠢᠯ ᠦᠨ ᠠᠷᠭ᠎ᠠ ᠬᠡᠮᠵᠢᠶ᠎ᠡ ᠠ᠋ᠴᠠ ᠵᠣᠷᠢᠭᠤᠳᠠ ᠵᠠᠶᠢᠯᠠᠭᠰᠠᠨ ᠪᠤᠶᠤ ᠲᠡᠭᠦᠨ ᠢ ᠡᠪᠳᠡᠭᠰᠡᠨ ᠂  ᠬᠠᠤᠯᠢ ᠴᠠᠭᠠᠵᠠ᠂ ᠵᠠᠰᠠᠭ ᠵᠠᠬᠢᠷᠭᠠᠨ ᠤ ᠬᠠᠤᠯᠢ ᠲᠣᠭᠲᠠᠭᠠᠯ ᠳᠤ ᠠᠰᠲᠠᠭᠠᠨ ᠲᠣᠭᠲᠠᠭᠠᠯ ᠲᠠᠶ ᠨᠢ ᠡᠭᠦᠨ ᠳᠦ ᠪᠠᠭᠲᠠᠬᠤ  ᠦᠭᠡᠢ᠃

( ᠠᠷᠪᠠᠨ ᠳᠣᠯᠤᠭ᠎ᠠ ) ᠵᠣᠬᠢᠶᠠᠯ ᠪᠦᠲᠦᠭᠡᠯ ᠦᠨ ᠡᠷᠬᠡᠲᠦ ᠬᠥᠮᠦᠨ ᠪᠤᠶᠤ ᠵᠣᠬᠢᠶᠠᠯ ᠪᠦᠲᠦᠭᠡᠯ ᠦᠨ ᠡᠷᠬᠡ ᠳᠦ ᠬᠣᠯᠪᠣᠭᠳᠠᠬᠤ ᠡᠷᠬᠡᠲᠦ ᠬᠥᠮᠦᠨ ᠦ ᠵᠥᠪᠰᠢᠶᠡᠷᠡᠯ ᠦᠭᠡᠢ  ᠪᠡᠷ ᠵᠣᠬᠢᠶᠠᠯ ᠪᠦᠲᠦᠭᠡᠯ ᠂ ᠲᠡᠭᠤ ᠳᠦᠷᠰᠦ ᠰᠢᠩᠭᠡᠭᠡᠯᠲᠡ ᠶᠢᠨ ᠪᠦᠲᠦᠭᠡᠭᠳᠡᠬᠦᠨ ᠵᠡᠷᠭᠡ ᠶᠢᠨ ᠡᠷᠬᠡ ᠠᠰᠢᠭ ᠢ᠋ ᠬᠠᠮᠢᠶᠠᠷᠬᠤ ᠡᠯᠧᠺᠲ᠋ᠷᠣᠨ ᠮᠡᠳᠡᠭᠡ ᠵᠠᠩᠭᠢ ᠶᠢ ᠵᠣᠷᠢᠭᠤᠳᠠ ᠬᠠᠰᠤᠭᠰᠠᠨ ᠪᠤᠶᠤ ᠥᠭᠡᠷᠡᠲᠡᠭᠦᠯᠦᠭᠰᠡᠨ ᠬᠠᠤᠯᠢ ᠴᠠᠭᠠᠵᠠ ᠂ ᠵᠠᠰᠠᠭ ᠵᠠᠬᠢᠷᠭᠠᠨ ᠤ ᠬᠠᠤᠯᠢ ᠲᠣᠭᠲᠠᠭᠠᠯ ᠳᠤ ᠠᠰᠲᠠᠭᠠᠨ ᠲᠣᠭᠲᠠᠭᠠᠯ ᠲᠠᠶ ᠨᠢ ᠡᠭᠦᠨ ᠳᠦ ᠪᠠᠭᠲᠠᠬᠤ  ᠦᠭᠡᠢ᠃

( ᠠᠷᠪᠠᠨ ᠨᠠᠶᠮᠠ )ᠪᠤᠰᠤᠳ  ᠤᠨ ᠨᠡᠷ᠎ᠡ ᠲᠠᠯᠪᠢᠭᠰᠠᠨ ᠪᠦᠲᠦᠭᠡᠯ ᠢ ᠬᠠᠭᠤᠷᠮᠠᠭᠯᠠᠨ ᠦᠢᠯᠡᠳᠴᠦ᠂ ᠬᠤᠳᠠᠯᠳᠤᠭᠰᠠᠨ ᠃

( ᠠᠷᠪᠠ ᠶᠢᠰᠦ )ᠵᠣᠬᠢᠶᠠᠯ ᠪᠦᠲᠦᠭᠡᠯ ᠦᠨ ᠡᠷᠬᠡ ᠵᠢᠴᠢ ᠵᠣᠬᠢᠶᠠᠯ ᠪᠦᠲᠦᠭᠡᠯ ᠦᠨ ᠡᠷᠬᠡ ᠳᠦ ᠬᠣᠯᠪᠣᠭᠳᠠᠬᠤ ᠡᠷᠬᠡ ᠠᠰᠢᠭ ᠲᠤ ᠬᠠᠯᠳᠠᠭᠰᠠᠨ ᠪᠤᠰᠤᠳ ᠦᠢᠯᠡ ᠠᠵᠢᠯᠯᠠᠭ᠎ᠠ  ᠃ ᠡᠭᠦᠨ ᠡᠴᠡ ᠭᠠᠳᠠᠨ᠎ᠠ  《ᠺᠣᠮᠫᠢᠦ᠋ᠲ᠋ᠧᠷ ᠦᠨ ᠵᠥᠭᠡᠯᠡᠨ  ᠲᠣᠨᠤᠭ ᠢ ᠬᠠᠮᠠᠭᠠᠯᠠᠬᠤ ᠳᠦᠷᠢᠮ》 ᠂《 ᠮᠡᠳᠡᠭᠡ ᠵᠠᠩᠭᠢ ᠶᠠ ᠲᠣᠸᠷ ᠰᠦᠯᠵᠢᠶ᠎ᠡ ᠪᠡᠷ ᠤᠯᠠᠮᠵᠢᠯᠠᠬᠤ ᠡᠷᠬᠡ ᠶᠢ ᠬᠠᠮᠠᠭᠠᠯᠠᠬᠤ ᠳᠦᠷᠢᠮ 》 ᠳᠦ ᠪᠠᠰᠠ ᠡᠷᠬᠡ ᠳᠦ ᠬᠠᠯᠳᠠᠭᠰᠠᠨ ᠵᠠᠷᠢᠮ ᠦᠢᠯᠡ ᠠᠵᠢᠯᠯᠠᠭ᠎ᠠ ᠶᠢ ᠲᠣᠭᠲᠠᠭᠠᠭᠰᠠᠨ ᠪᠠᠶᠢᠨ᠎ᠠ ᠃

ᠳᠤᠮᠳᠠᠲᠦ ᠮᠣᠩᠭᠤᠯ ᠤᠨ ᠮᠡᠳᠡᠯᠭᠡ ᠶᠢᠨ ᠪᠦᠲᠦᠭᠡᠭᠳᠡᠭᠦᠨ ᠤ ᠦᠮᠴᠢᠯᠡᠬᠦ ᠡᠷᠬᠡ ᠶᠢᠨ ᠦᠢᠯᠡᠴᠢᠯᠡᠭᠡᠨ ᠤ ᠳᠠᠪᠴᠠᠩ ᠬᠡᠪᠯᠡᠯ ᠤᠨ ᠡᠷᠬᠡ ᠲᠠᠢ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠥ ᠺᠣᠮᠫᠠᠨᠢ ᠮᠡᠷᠭᠡᠵᠢᠯ ᠬᠠᠩᠭᠠᠪᠠ