IP ᠮᠡᠳᠡᠯᠭᠡ
ᠶᠠᠭᠤ  ᠶᠢ ᠤᠷᠭᠤᠮᠠᠯ ᠤᠨ ᠰᠢᠨ᠎ᠡ ᠡᠭᠦᠯᠳᠡᠷ  ᠭᠡᠬᠦ ᠶᠠᠭᠤ ᠪᠤᠢ ?ᠤᠷᠭᠤᠮᠠᠯ ᠤᠨ ᠰᠢᠨ᠎ᠡ ᠡᠭᠦᠯᠳᠡᠷ ᠢ ᠬᠠᠮᠠᠭᠠᠯᠠᠬᠤ ᠭᠠᠷᠴᠠᠭ ᠭᠡᠵᠦ ᠶᠠᠭᠤ ᠪᠤᠢ ?
2018.04.19 ᠲᠣᠰ ᠥᠷᠲᠡᠭᠡᠨ ᠦ ᠨᠠᠢᠷᠠᠭᠤᠯᠤᠭᠴᠢ

ᠤᠷᠭᠤᠮᠠᠯ ᠤᠨ ᠰᠢᠨ᠎ᠡ ᠡᠭᠦᠯᠳᠡᠷ ᠭᠡᠳᠡᠭ ᠨᠢ ᠬᠥᠮᠦᠨ ᠦ ᠬᠦᠴᠦ ᠪᠡᠷ ᠪᠣᠶᠢᠵᠢᠭᠤᠯᠤᠭᠰᠠᠨ ᠪᠤᠶᠤ ᠣᠯᠵᠤ ᠮᠡᠳᠡᠭᠰᠡᠨ ᠬᠡᠭᠡᠷ᠎ᠡ ᠶᠢᠨ ᠤᠷᠭᠤᠮᠠᠯ ᠢ ᠨᠡᠭᠡᠭᠡᠨ ᠬᠥᠭᠵᠢᠭᠦᠯᠵᠦ ᠂ ᠰᠢᠨ᠎ᠡ ᠰᠣᠷᠭᠣᠭ ᠴᠢᠨᠠᠷ ᠂ ᠥᠪᠡᠷᠮᠢᠴᠡ ᠴᠢᠨᠠᠷ᠂ ᠨᠢᠭᠡᠳᠦᠯᠲᠦ ᠴᠢᠨᠠᠷ ᠪᠣᠯᠤᠨ ᠲᠣᠭᠲᠠᠪᠤᠷᠢᠲᠤ ᠴᠢᠨᠠᠷ ᠲᠠᠶ ᠪᠥᠭᠡᠳ ᠲᠣᠬᠢᠷᠠᠮᠵᠢᠲᠠᠶ ᠨᠡᠷᠡᠶᠢᠳᠦᠯ ᠲᠡᠶ ᠤᠷᠭᠤᠮᠠᠯ ᠤᠨ ᠲᠦᠷᠦᠯ ᠵᠦᠢᠯ  ᠢ ᠵᠢᠭᠠᠳᠠᠭ ᠃

《 ᠤᠷᠭᠤᠮᠠᠯ ᠤᠨ ᠰᠢᠨ᠎ᠡ ᠡᠭᠦᠯᠳᠡᠷ ᠢ ᠬᠠᠮᠠᠭᠠᠯᠠᠬᠤ ᠲᠥᠷᠢᠮ  ᠤᠨ ᠬᠡᠷᠡᠭᠵᠢᠭᠦᠯᠬᠦ ᠨᠠᠷᠢᠨ ᠲᠥᠷᠢᠮ ( ᠲᠠᠷᠢᠶᠠᠯᠠᠩ ᠤᠨ ᠬᠡᠰᠡᠭ ) 》 ᠢ ᠦᠨᠳᠦᠰᠦᠯᠡᠪᠡᠯ ᠲᠠᠷᠢᠶᠠᠯᠠᠩ ᠤᠨ ᠤᠷᠭᠤᠮᠠᠯ ᠤᠨ ᠰᠢᠨ᠎ᠡ ᠡᠭᠦᠯᠳᠡᠷ ᠨᠢ ᠠᠮᠤ ᠪᠤᠳᠠᠭ᠎ᠠ ᠂ ᠬᠥᠪᠥᠩ ᠂  ᠲᠣᠰᠤᠯᠢᠭ ᠤᠷᠭᠤᠮᠠᠯ᠂ ᠣᠯᠣᠰᠣᠨ ᠤ ᠵᠦᠢᠯ ᠂ ᠰᠢᠬᠢᠷᠯᠢᠭ ᠵᠦᠢᠯ ᠂  ᠢᠳᠡᠰᠢᠨ ᠨᠣᠭᠤᠭ᠎ᠠ ᠂ ᠨᠡᠪᠴᠢᠠ ᠲᠠᠮᠠᠬᠢ᠂ ᠢᠯᠠᠮ᠎ᠠ ᠶᠢᠨ ᠮᠣᠳᠣ᠂ ᠴᠡᠢ ᠶᠢᠨ ᠮᠣᠳᠣ ᠂ᠵᠢᠮᠢᠰ ( ᠬᠠᠳᠠᠭᠠᠭᠰᠠᠨ ᠵᠢᠮᠢᠰ ᠢ ᠪᠠᠭᠲᠠᠭᠠᠬᠤ ᠦᠬᠡᠢ ) ᠂ ᠦᠵᠡᠮᠦᠷᠢ ᠶᠢᠨ ᠤᠷᠭᠤᠮᠠᠯ ( ᠮᠣᠳᠣᠯᠢᠭ ᠡᠭᠦᠨ ᠳᠦ ᠪᠠᠭᠲᠠᠬᠤ ᠦᠭᠡᠶ ) ᠂ ᠡᠪᠡᠰᠦᠨ ᠦ ᠵᠦᠢᠯ ᠂ ᠨᠣᠭᠣᠭᠠᠨ ᠪᠤᠷᠳᠤᠭᠤᠷ ᠂  ᠡᠪᠡᠰᠦᠨ  ᠡᠮᠲᠦ  ᠤᠷᠭᠤᠮᠠᠯ ᠵᠡᠷᠭᠡ ᠤᠷᠭᠤᠮᠠᠯ ᠵᠢᠴᠢ ᠭᠣᠮ ᠵᠡᠷᠭᠡ ᠬᠠᠯᠠᠭᠤᠨ ᠪᠦᠰᠡᠨ ᠦ ᠲᠠᠷᠢᠮᠠᠯ ᠤᠨ ᠰᠢᠨ᠎ᠡ ᠡᠭᠦᠯᠳᠡᠷ ᠪᠠᠭᠲᠠᠨ᠎ᠠ ᠃ ᠢᠳᠡᠰᠢᠨ  ᠮᠦᠬᠦ ᠶᠢᠨ ᠰᠢᠨ᠎ᠡ ᠡᠭᠦᠯᠳᠡᠷ ᠢ ᠬᠠᠮᠠᠭᠠᠯᠠᠬᠤ  ᠳᠤ ᠲᠤᠰ ᠨᠠᠷᠢᠨ ᠳᠦᠷᠢᠮ  ᠤᠨ ᠲᠣᠭᠲᠠᠭᠠᠯ   ᠲᠣᠬᠢᠷᠠᠨ᠎ᠠ ᠃ 《 ᠤᠷᠭᠤᠮᠠᠯ ᠤᠨ ᠰᠢᠨ᠎ᠡ ᠡᠭᠦᠯᠳᠡᠷ ᠢ ᠬᠠᠮᠠᠭᠠᠯᠠᠬᠤ ᠲᠥᠷᠢᠮ ᠤᠨ ᠬᠡᠷᠡᠭᠵᠢᠭᠦᠯᠬᠦ ᠨᠠᠷᠢᠨ ᠲᠥᠷᠢᠮ ( ᠤᠢ ᠰᠢᠭᠤᠶ ᠶᠢᠨ ᠬᠡᠰᠡᠭ ) 》 ᠢ ᠦᠨᠳᠦᠰᠦᠯᠡᠪᠡᠯ ᠂ ᠤᠢ ᠰᠢᠭᠤᠶ ᠶᠢᠨ ᠤᠷᠭᠤᠮᠠᠯ ᠤᠨ ᠰᠢᠨ᠎ᠡ ᠡᠭᠦᠯᠳᠡᠷ  ᠲᠤ ᠤᠢ ᠮᠣᠳᠣ ᠂ ᠬᠤᠯᠤᠰᠤᠨ ᠮᠣᠳᠣ ᠂ ᠮᠣᠳᠣᠯᠢᠭ ᠲᠠᠨᠭᠰᠠ ᠂ ᠮᠣᠳᠣᠯᠢᠭ ᠦᠵᠡᠮᠦᠷᠢ ᠶᠢᠨ ᠤᠷᠭᠤᠮᠠᠯ ( ᠮᠣᠳᠣᠯᠢᠭ ᠴᠡᠴᠡᠭ  ᠪᠠᠭᠲᠠᠨ᠎ᠠ ) ᠂ ᠵᠢᠮᠢᠰ ᠦᠨ ᠮᠣᠳᠣ ( ᠬᠠᠳᠠᠭᠠᠭᠰᠠᠨ ᠵᠢᠮᠢᠰ  ᠤᠨ ᠬᠡᠰᠡᠭ ) ᠵᠢᠴᠢ ᠮᠣᠳᠣᠯᠢᠭ ᠲᠣᠰᠤᠯᠢᠭ ᠤᠷᠭᠤᠮᠠᠯ ᠂ ᠤᠮᠳᠠ ᠂  ᠬᠣᠯᠢᠰᠢ ᠂ ᠮᠣᠳᠣᠯᠢᠭ ᠡᠮᠲᠦ ᠤᠷᠭᠤᠮᠠᠯ ᠵᠡᠷᠭᠡ ᠤᠷᠭᠤᠮᠠᠯ ᠤᠨ ᠲᠦᠷᠦᠯ ᠵᠦᠢᠯ  ᠪᠠᠭᠲᠠᠨ᠎ᠠ ᠃

 ᠤᠷᠭᠤᠮᠠᠯ ᠤᠨ ᠰᠢᠨ᠎ᠡ ᠡᠭᠦᠯᠳᠡᠷ  ᠦᠨ ᠬᠠᠮᠠᠭᠠᠯᠠᠯᠲᠠ ᠶᠢᠨ ᠨᠡᠷᠡᠰ ᠦᠨ ᠵᠢᠭᠰᠠᠭᠠᠯᠲᠠ  ᠪᠣᠯ ᠤᠯᠤᠰ ᠤᠨ ᠬᠥᠳᠡᠭᠡ ᠠᠵᠤ ᠠᠬᠤᠶ ᠶᠢᠨ ᠶᠠᠮᠤᠨ ᠂ ᠤᠯᠤᠰ ᠤᠨ ᠤᠢ ᠰᠢᠭᠤᠶ ᠶᠢᠨ ᠲᠣᠪᠴᠢᠶ᠎ᠠ ᠶᠢᠨ ᠲᠣᠭᠲᠠᠭᠠᠵᠤ ᠨᠡᠶᠢᠲᠡᠯᠡᠭᠰᠡᠨ 《 ᠤᠷᠭᠤᠮᠠᠯ ᠤᠨ ᠰᠢᠨ᠎ᠡ ᠡᠭᠦᠯᠳᠡᠷ ᠢ ᠬᠠᠮᠠᠭᠠᠯᠠᠬᠤ ᠳᠦᠷᠢᠮ 》 ᠳᠤ ᠲᠣᠬᠢᠷᠠᠭᠰᠠᠨ ᠤᠷᠭᠤᠮᠠᠯ ᠤᠨ ᠰᠢᠨ᠎ᠡ ᠡᠭᠦᠯᠳᠡᠷ ᠢ ᠬᠠᠮᠠᠭᠠᠯᠠᠬᠤ ᠪᠣᠳᠠᠲᠠᠶ ᠲᠥᠷᠥᠯ ᠵᠦᠢᠯ ᠦᠨ ᠭᠠᠷᠴᠠᠭ ᠪᠣᠯᠤᠨ᠎ᠠ ᠃ ᠮᠠᠨ ᠤ ᠤᠯᠤᠰ ᠨᠢᠭᠡᠨᠲᠡ ᠤᠷᠢᠳ ᠬᠣᠵᠢᠳ ᠲᠠᠪᠤᠨ ᠪᠦᠯᠦᠭ ᠬᠥᠳᠡᠭᠡ ᠠᠵᠤ ᠠᠬᠤᠶ ᠶᠢᠨ ᠤᠷᠭᠤᠮᠠᠯ ᠤᠨ ᠰᠢᠨ᠎ᠡ ᠲᠦᠷᠦᠯ ᠵᠦᠢᠯ ᠦᠨ ᠬᠠᠮᠠᠭᠠᠯᠠᠯᠲᠠ ᠶᠢᠨ ᠨᠡᠷᠡᠰ ᠦᠨ ᠵᠢᠭᠰᠠᠭᠠᠯᠲᠠ ᠪᠠ ᠳᠥᠷᠪᠡᠨ ᠪᠦᠯᠦᠭ ᠤᠢ ᠰᠢᠭᠤᠶ ᠶᠢᠨ ᠤᠷᠭᠤᠮᠠᠯ ᠤᠨ ᠰᠢᠨ᠎ᠡ ᠲᠦᠷᠦᠯ ᠵᠦᠢᠯ ᠦᠨ ᠬᠠᠮᠠᠭᠠᠯᠠᠯᠲᠠ ᠶᠢᠨ ᠨᠡᠷᠡᠰ ᠦᠨ ᠵᠢᠭᠰᠠᠭᠠᠯᠲᠠ ᠶᠢ  ᠨᠠᠢᠲᠠᠯᠠᠵᠤ ᠂ ᠬᠠᠮᠠᠭᠠᠯᠠᠬᠤ ᠴᠢᠬᠤᠯᠠ ᠲᠠᠶ ᠤᠷᠭᠤᠮᠠᠯ ᠤᠨ ᠵᠦᠢᠯ ᠪᠠ ᠲᠦᠷᠦᠯ  ᠤᠨ ᠲᠣᠭ᠎ᠠ ᠬᠡᠮᠵᠢᠶ᠎ᠡ ᠶᠢ  119 ᠳᠤ ᠬᠦᠷᠬᠡᠵᠢ ᠂ ᠡᠭᠦᠨ ᠦ ᠳᠣᠲᠣᠷ᠎ᠠ ᠬᠥᠳᠡᠭᠡ ᠠᠵᠤ ᠠᠬᠤᠶ ᠶᠢᠨ ᠤᠷᠭᠤᠮᠠᠯ ᠤᠨ ᠡᠭᠦᠯᠳᠡᠷ 41 ᠂ ᠤᠢ ᠰᠢᠭᠤᠶ ᠶᠢᠨ ᠤᠷᠭᠤᠮᠠᠯ ᠤᠨ ᠡᠭᠦᠯᠳᠡᠷ 78 ᠪᠠᠢᠨ᠎ᠠ ᠃

ᠳᠤᠮᠳᠠᠲᠦ ᠮᠣᠩᠭᠤᠯ ᠤᠨ ᠮᠡᠳᠡᠯᠭᠡ ᠶᠢᠨ ᠪᠦᠲᠦᠭᠡᠭᠳᠡᠭᠦᠨ ᠤ ᠦᠮᠴᠢᠯᠡᠬᠦ ᠡᠷᠬᠡ ᠶᠢᠨ ᠦᠢᠯᠡᠴᠢᠯᠡᠭᠡᠨ ᠤ ᠳᠠᠪᠴᠠᠩ ᠬᠡᠪᠯᠡᠯ ᠤᠨ ᠡᠷᠬᠡ ᠲᠠᠢ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠥ ᠺᠣᠮᠫᠠᠨᠢ ᠮᠡᠷᠭᠡᠵᠢᠯ ᠬᠠᠩᠭᠠᠪᠠ